ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠶᠣᠯ ᠵᠢᠭᠤᠯᠴᠢᠯᠠᠯ
ᠰᠣᠶᠣᠯ ᠡᠷᠳᠡᠨᠢ
ᠰᠣᠶᠣᠯ ᠵᠢᠭᠤᠯᠴᠢᠯᠠᠯ   -   ᠰᠣᠶᠣᠯ ᠵᠢᠭᠤᠯᠴᠢᠯᠠᠯ
ᠬᠥᠨᠳᠡᠯᠡᠨ ᠲᠣᠭᠣᠷᠢᠭ᠎ᠤᠨ ᠪᠣᠳᠠᠲᠤ ᠴᠣᠭᠴᠠ ᠵᠢᠨ ᠠᠵᠤ ᠠᠬᠤᠢ ᠵᠢᠨ ᠬᠦᠭᠵᠢᠯᠳᠠ ᠵᠢ ᠳᠠᠶ᠋ᠢᠴᠢᠯᠠᠬᠤ ᠵᠢᠨ ᠲᠥᠯᠥᠭᠡ᠂ ᠪᠤᠭᠤᠲᠤ ᠵᠢᠨ ᠠᠩᠬᠠᠳᠠᠭᠴᠢ ᠬᠡᠭᠡᠷ᠎ᠡ ᠪᠠᠭᠤᠳᠠᠯᠯᠠᠵᠤ᠂ ᠱᠤᠷᠤᠯᠢᠭ ᠢᠳᠡᠵᠤ ᠫᠢᠸᠤ᠋ ᠤᠤᠭᠤᠵᠤ ᠪᠤᠯᠬᠤ ᠫᠢᠸᠣ᠋ ᠵᠢᠨ ᠭᠣᠣᠯ ᠰᠡᠳᠦᠪᠲᠦ ᠴᠡᠴᠡᠷᠯᠢᠭ ᠮᠠᠶᠢᠭ᠎ᠤᠨ ᠬᠣᠭᠣᠯᠠᠨ ᠭᠡᠷ ᠨᠡᠭᠡᠭᠡᠭᠳᠡᠯ᠎ᠡ!
ᠨᠡᠶ᠋ᠢᠲᠡᠯᠡᠭᠰᠡᠨ ᠴᠠᠭ᠄ 2023-07-17



      ᠤᠯᠠᠮᠵᠢᠯᠠᠯᠲᠤ ᠠᠮᠲᠠᠲᠤ ᠢᠳᠡᠭᠡᠨ᠎ᠤ ᠵᠡᠭᠡᠯᠢ ᠵᠢᠨ ᠲᠣᠭᠣᠷᠢᠭ᠎ᠨᠢ ᠪᠦᠷ ᠬᠦᠢ᠍ᠲᠡᠨ ᠭᠤᠯᠢᠷ᠎ᠤᠨ ᠰᠢᠷᠠᠮᠠᠯ᠂ ᠰᠢᠷᠠᠭᠰᠠᠨ ᠪᠡᠬᠡᠲᠦ ᠬᠢᠰᠤᠭ᠎ᠠ᠂ ᠴᠠᠩᠱ᠌ᠠ ᠵᠢᠨ ᠦᠮᠡᠬᠡᠢ ᠳ᠋ᠧᠦᠹᠦ᠋ ᠵᠡᠷᠭᠡ ᠦᠷᠭᠦᠯᠵᠢ ᠬᠠᠷᠠᠭᠳᠠᠳᠠᠭ ᠰᠤᠯᠠ ᠢᠳᠡᠭᠡᠨ ᠵᠶ᠋ᠠᠷ ᠭᠣᠣᠯ ᠪᠣᠯᠭ᠋ᠠᠵᠤ᠂ ᠦᠵᠡᠬᠦ᠎ᠳᠤ ᠠᠳᠠᠯᠢ ᠦᠬᠡᠢ ᠪᠤᠯᠪᠠᠴᠤ ᠦᠨᠡᠨ᠎ᠳᠡᠭᠡᠨ ᠠᠳᠠᠯᠢᠪᠳᠤᠷ ᠰᠤᠯᠠ ᠢᠳᠡᠭᠡᠨ᠎ᠤᠳ᠎ᠨᠢ ᠨᠢᠭᠡᠨᠲᠡ ᠬᠡᠷᠡᠭᠯᠡᠭᠴᠢᠳ᠎ᠲᠤ ᠨᠠᠩ ᠣᠯᠠᠨ ᠰᠢᠨ᠎ᠡ ᠰᠡᠪᠡᠬᠦᠨ ᠲᠥᠷᠥᠭᠳᠡᠯ ᠪᠠ ᠠᠮᠲᠠᠲᠤ     ᠢᠳᠡᠭᠡᠨ᠎ᠢ ᠡᠳ᠋ᠯᠡᠬᠦ ᠲᠥᠷᠥᠭᠳᠡᠯ᠎ᠢ ᠦᠭᠴᠦ ᠴᠢᠳᠠᠬᠤ ᠦᠭᠡᠢ ᠪᠣᠯᠵᠠᠢ᠃



    ᠬᠠᠮᠤᠭ᠎ᠤᠨ ᠰᠢᠨ᠎ᠡ ᠰᠣᠷᠭᠣᠭ ᠫᠢᠸᠣ᠋ ᠪᠠ ᠨᠠᠩ ᠴᠢᠨᠠᠷ ᠰᠠᠶ᠋ᠢᠲᠠᠶ ᠠᠮᠲᠠᠲᠤ ᠢᠳᠡᠭᠡᠨ᠎ᠢ ᠨᠠᠩ ᠣᠯᠠᠨ ᠬᠡᠷᠡᠭᠯᠡᠭᠴᠢᠳ᠎ᠲᠤ ᠡᠳ᠋ᠯᠡᠬᠦᠯᠵᠦ᠂ ᠣᠯᠠᠨ᠎ᠠᠴᠠ ᠣᠨᠴᠠᠭ᠋ᠠᠶ᠂ ᠨᠠᠩ ᠡᠯᠪᠡᠭ ᠪᠠᠶᠠᠯᠢᠭ ᠠᠮᠲᠠᠲᠤ ᠢᠳᠡᠭᠡᠨ᠎ᠤ       ᠵᠡᠭᠡᠯᠢ ᠵᠢᠨ ᠲᠣᠭᠣᠷᠢᠭ᠎ᠢ ᠭᠠᠷᠭ᠋ᠠᠬᠤ ᠵᠢᠨ ᠲᠥᠯᠥᠭᠡ᠂ ᠰᠢᠤᠸᠠᠢ ᠯᠦ᠍ ᠫᠢᠸᠣ᠋ ᠵᠢᠨ ᠦᠢᠯᠡᠳᠪᠦᠷᠢ ᠪᠣᠯᠤᠨ ᠵᠢᠦ ᠶᠤᠸᠠᠢ ᠢᠳᠡᠭᠡᠨ ᠤᠮᠳᠠᠭ᠋ᠠᠨ᠎ᠤ ᠦᠢ᠍ᠯᠡᠰ ᠬᠠᠮᠲᠤᠷᠠᠨ ᠣᠨᠴᠠᠯᠢᠭᠲᠤ ᠢᠳᠡᠭᠡᠨ ᠤᠮᠳᠠᠭ᠋ᠠᠨ᠎ᠤ ᠵᠡᠭᠡᠯᠢ ᠵᠢᠨ ᠲᠣᠭᠣᠷᠢᠭ᠎ᠢ ᠨᠡᠭᠡᠭᠡᠨ ᠬᠥᠭᠵᠢᠭᠦᠯᠵᠦ᠂ ᠭᠤᠤᠯᠳᠠᠭᠤ ᠰᠢᠤᠸᠠᠢ ᠯᠦ᠍ ᠰᠢᠨ᠎ᠡ ᠰᠣᠷᠭᠣᠭ ᠫᠢᠸᠣ᠋᠎ᠪᠠᠷ ᠣᠨᠴᠠᠯᠢᠭ ᠪᠣᠯᠭ᠋ᠠᠭᠰᠠᠨ ᠪᠤᠭᠤᠲᠤ ᠵᠢᠨ ᠨᠠᠷᠠᠲᠤ ᠢᠳᠡᠭᠡᠨ ᠤᠮᠳᠠᠭ᠋ᠠᠨ ᠲᠦᠪᠯᠡᠷᠡᠭᠰᠡᠨ ᠵᠢᠵᠢᠭ ᠬᠦᠷᠢᠶ᠎ᠡ (ᠳᠣᠷᠣᠭᠰᠢ 《ᠫᠢᠸᠣ᠋ ᠵᠢᠨ ᠵᠢᠵᠢᠭ ᠬᠦᠷᠢᠶ᠎ᠡ》 ᠭᠡᠵᠦ ᠲᠣᠪᠴᠢᠯᠠᠨ᠎ᠠ) ᠵᠢ ᠪᠠᠶ᠋ᠢᠭᠤᠯᠵᠤ᠂ ᠡᠨᠡ ᠵᠤᠨ᠎ᠢ ᠨᠠᠩ ᠲᠠᠭ᠋ᠠᠯᠠᠮᠵᠢᠳᠠᠢ ᠰᠠᠶ᠋ᠢᠬᠠᠨ᠂ ᠦᠨᠦᠷ ᠠᠮᠲᠠ᠎ᠲᠠᠢ ᠪᠣᠯᠭ᠋ᠠᠪᠠ!


    ᠫᠢᠸᠤ᠋ ᠵᠢᠨ ᠵᠢᠵᠢᠭ ᠬᠦᠷᠢᠶ᠎ᠡ ᠪᠣᠯ ᠪᠤᠭᠤᠲᠤ ᠵᠢᠨ ᠠᠩᠬᠠᠳᠠᠭᠴᠢ ᠫᠢᠸᠤ᠋ ᠵᠢᠨ ᠭᠤᠤᠯ ᠰᠡᠳᠦᠪᠲᠦ ᠴᠡᠴᠡᠷᠯᠢᠭ ᠮᠠᠶᠢᠭ᠎ᠤᠨ ᠬᠣᠭᠣᠯᠠᠨ ᠲᠢᠩᠬᠢᠮ ᠪᠣᠯᠤᠨ᠎ᠠ᠂ ᠮᠥᠨ ᠴᠦ᠍ ᠪᠤᠭᠤᠲᠤ ᠵᠢᠨ ᠠᠩᠬᠠᠳᠠᠭᠴᠢ ᠨᠠᠷᠠᠲᠤ ᠢᠳᠡᠭᠡᠨ ᠤᠮᠳᠠᠭ᠋ᠠᠨ᠎ᠤ ᠲᠦᠷᠦᠯ ᠲᠡᠮᠳᠡᠭ᠎ᠢ ᠨᠢᠭᠡ ᠲᠤᠤᠷ᠎ᠠ ᠴᠤᠭᠯᠠᠭᠤᠯᠤᠬᠰᠠᠨ ᠬᠦᠷᠢᠶ᠎ᠡ ᠪᠣᠯᠤᠨ᠎ᠠ᠃ ᠵᠢᠵᠢᠭ ᠬᠦᠷᠢᠶ᠎ᠡ᠎ᠨᠢ ᠤᠯᠤᠰ᠎ᠤᠨ ᠳᠣᠲᠣᠭ᠋ᠠᠳᠤ ᠵᠢᠨ ᠴᠣᠷ᠎ᠤᠨ ᠭᠠᠭᠴᠠ ᠫᠢᠸᠤ᠋ ᠵᠢᠨ ᠰᠣᠶᠣᠯ᠎ᠢ ᠢᠯᠡᠷᠡᠭᠦᠯᠬᠦ᠎ᠪᠠᠷ ᠭᠤᠤᠯ ᠰᠡᠳᠦᠪ ᠪᠣᠯᠭ᠋ᠠᠭᠰᠠᠨ 《ᠰᠢᠤᠸᠠᠢ ᠯᠦ᠍ ᠫᠢᠸᠤ᠋ ᠵᠢᠨ ᠰᠣᠶᠣᠯ᠎ᠤᠨ ᠠᠮᠢ ᠠᠬᠤᠶ ᠵᠢᠨ ᠴᠡᠴᠡᠷᠯᠢᠭ》᠎ᠤᠨ ᠡᠮᠦᠨ᠎ᠡ ᠬᠡᠰᠡᠭ᠎ᠢ ᠡᠵᠡᠯᠡᠨ ᠪᠠᠶ᠋ᠢᠷᠢᠯᠠᠵᠤ᠂ ᠵᠢᠵᠢᠭ ᠬᠦᠷᠢᠶ᠎ᠡ ᠵᠢᠨ ᠬᠣᠶ᠋ᠢᠲᠤ ᠲᠠᠯ᠎ᠠ᠎ᠨᠢ ᠶᠠᠭ ᠰᠠᠢ᠌ᠬᠠᠨ ᠶᠠᠨ ᠵᠢᠩ ᠰᠢᠤᠸᠠᠢ ᠯᠦ᠍ ᠫᠢᠸᠤ᠋ ᠵᠢᠨ ᠦᠢᠯᠡᠳᠪᠦᠷᠢ᠎ᠲᠠᠢ ᠵᠡᠭᠡᠯᠢ ᠠᠯᠤᠰᠯᠠᠨ ᠡᠰᠡᠷᠬᠦᠯᠡᠨ ᠪᠠᠷᠠᠯᠠᠵᠤ ᠪᠤᠢ



    ᠵᠢᠵᠢᠭ ᠬᠦᠷᠢᠶ᠎ᠡ ᠲᠤᠳᠤᠷ᠎ᠠ᠂ ᠵᠢᠨ ᠮᠠᠢ ᠶᠤᠸᠠᠨ ᠰᠢᠷᠠᠭᠰᠠᠨ ᠮᠢᠬ᠎ᠠ᠂ ᠮᠦ᠍ ᠱᠠᠩ ᠪᠢᠨ ᠨᠡᠭᠦᠷᠡᠰᠦᠨ ᠭᠠᠯ ᠵᠶ᠋ᠠᠷ ᠰᠢᠷᠬᠰᠠᠨ ᠬᠤᠨᠢᠨ ᠭᠤᠶ᠎ᠠ᠂ ᠵᠢᠦ ᠶᠤᠸᠠᠢ ᠭᠤᠱ᠌ᠤᠭᠤᠨ ᠰᠢᠷᠠᠭᠰᠠᠨ ᠨᠤᠭᠤᠰᠤ᠂ ᠰᠢᠩ ᠹᠦ᠋ ᠵᠢᠵᠢᠭ ᠬᠦᠷᠢᠶ᠎ᠡ ᠵᠢᠨ ᠰᠢᠨᠵᠢᠶᠠᠩ᠎ᠤᠨ ᠨᠣᠭᠣᠭ᠎ᠠ ᠵᠡᠷᠭᠡ ᠪᠤᠭᠤᠲᠤ ᠵᠢᠨ ᠨᠡᠷᠡᠳᠤ ᠢᠳᠡᠭᠡᠨ ᠤᠮᠳᠠᠭ᠋ᠠᠨ᠎ᠤ ᠲᠦᠷᠦᠯ ᠲᠡᠮᠳᠡᠭ᠎ᠢ ᠪᠠᠭᠲᠠᠭ᠋ᠠᠬᠰᠠᠨ ᠲᠠᠩᠰᠤᠭ ᠰᠠᠢ᠌ᠬᠠᠨ ᠠᠮᠳᠠᠳᠤ ᠢᠳᠡᠭᠡᠨ ᠤᠮᠳᠠᠭ᠋ᠠᠨ᠎ᠢ ᠴᠤᠬᠯᠠᠭᠤᠯᠵᠤ᠂ ᠬᠡᠷᠡᠭᠯᠡᠭᠴᠢᠳ᠎ᠲᠤ ᠬᠠᠩᠭ᠋ᠠᠵᠤ ᠪᠠᠢ᠌ᠨ᠎ᠠ᠃  



    ᠵᠢᠨ ᠮᠠᠶ ᠶᠤᠸᠠᠨ ᠰᠢᠷᠠᠭᠰᠠᠨ ᠮᠢᠬ᠎ᠠ
    2005 ᠣᠨ᠎ᠳᠤ ᠪᠠᠢ᠌ᠭᠤᠯᠤᠭᠳᠠᠵᠠᠢ᠂ ᠰᠢᠷᠠᠮᠠᠯ ᠮᠢᠬ᠎ᠠ ᠵᠢ ᠭᠤᠤᠯᠯᠠᠨ ᠡᠵᠡᠩᠨᠡᠵᠤ 18 ᠵᠢᠯ ᠪᠤᠯᠵᠤ     ᠪᠠᠢ᠌ᠨ᠎ᠠ᠂ ᠠᠵᠤ ᠠᠬᠤᠢ᠌ᠯᠯᠠᠯ᠎ᠤᠨ ᠳᠣᠣᠷ᠎ᠠ᠎ᠪᠠᠨ 100   ᠭᠠᠷᠤᠢ ᠬᠡᠯᠬᠢᠶ᠎ᠡ ᠳᠡᠯᠭᠡᠭᠦᠷ᠎ᠲᠠᠢ᠂ ᠲᠤᠰ ᠲᠦᠷᠦᠯ ᠲᠡᠮᠳᠡᠭ᠎ᠤᠨ ᠲᠤᠤᠷ᠎ᠠ᠎ᠪᠠᠨ ᠪᠠᠰᠠ ᠵᠢᠨ ᠮᠠᠢ ᠶᠤᠸᠠᠨ ᠬᠣᠲᠠ ᠵᠡᠭᠡᠯᠢ ᠵᠢᠨ ᠰᠢᠷᠠᠭᠰᠠᠨ ᠮᠢᠬ᠎ᠠ᠂ ᠰᠢᠪᠠᠷ ᠵᠤᠤᠬᠠᠨ᠎ᠤ ᠦᠬᠡᠷ᠎ᠤᠨ ᠰᠢᠷᠠᠮᠠᠯ ᠮᠢᠬ᠎ᠠ᠂ ᠯᠢ ᠶᠤᠸᠠᠢ ᠾᠧ ᠦᠬᠡᠷ᠎ᠤᠨ ᠰᠢᠷᠠᠮᠠᠯ ᠵᠡᠷᠭᠡ ᠲᠦᠷᠦᠯ ᠲᠡᠮᠳᠡᠭ᠎ᠢ ᠡᠭᠦᠳᠴᠦ᠂ ᠪᠤᠭᠤᠲᠤ ᠵᠢᠨ ᠰᠢᠷᠠᠭᠰᠠᠨ ᠮᠢᠬᠠᠨ᠎ᠤ ᠠᠮᠲᠠ᠎ᠪᠠᠷ ᠨᠢᠭᠡᠳᠦᠭᠡᠷ᠎ᠲᠤ ᠣᠷᠣᠵᠤ᠂ ᠣᠯᠠᠨ ᠡᠭᠦᠳᠡᠨ ᠳᠡᠯᠭᠡᠭᠦᠷ᠎ᠨᠢ ᠭᠠᠵᠠᠷ ᠣᠷᠣᠨ᠎ᠤ ᠠᠮᠲᠠᠲᠤ ᠢᠳᠡᠭᠡᠨ᠎ᠤ ᠵᠢᠭᠰᠠᠭ᠋ᠠᠯᠲᠠ ᠵᠢᠨ ᠲᠤᠳᠤᠷ᠎ᠠ ᠡᠮᠦᠨ᠎ᠡ ᠭᠤᠷᠪᠠ᠎ᠳᠤ ᠣᠷᠣᠵᠤ᠂ ᠬᠡᠷᠡᠭᠯᠡᠭᠴᠢᠳ᠎ᠤᠨ ᠪᠠᠬᠠᠷᠬᠠᠯ᠎ᠢ ᠣᠯᠵᠠᠢ᠃


    ᠮᠥ᠍ ᠱᠠᠩ ᠪᠢᠨ ᠨᠡᠭᠦᠷᠡᠰᠦᠨ ᠭᠠᠯ ᠵᠶ᠋ᠠᠷ ᠰᠢᠷᠠᠭᠰᠠᠨ ᠬᠣᠨᠢᠨ ᠭᠤᠶ᠎ᠠ
   13 ᠵᠢᠯ ᠰᠢᠷᠠᠭᠰᠠᠨ ᠬᠤᠨᠢᠨ ᠭᠤᠶ᠎ᠠ ᠬᠡᠬᠦ ᠡᠨᠡᠬᠦ ᠠᠮᠳᠠᠳᠤ ᠢᠳᠡᠬᠡᠨ᠎ᠢ ᠶᠠᠭ᠋ᠠᠬᠢᠵᠤ ᠬᠢᠬᠦ᠎ᠳᠤ ᠠᠩᠬᠠᠷᠤᠯ ᠵᠶ᠋ᠠᠨ ᠲᠦᠪᠯᠡᠷᠡᠬᠦᠯᠵᠤ᠂ ᠲᠦᠬᠦᠭᠡᠢ ᠮᠠᠲᠸᠷᠢᠶᠠᠯ ᠰᠤᠩᠭᠤᠬᠤ᠎ᠳᠠᠭᠠᠨ ᠵᠦᠪᠬᠡᠨ ᠲᠤᠬᠠᠢ ᠵᠢᠨ ᠡᠳᠦᠷ᠎ᠨᠢ ᠠᠯᠠᠬᠰᠠᠨ ᠲᠠᠷᠬᠠᠨ ᠮᠤᠤᠮᠢᠩᠭ᠋ᠠᠨ ᠬᠣᠯᠪᠣᠭ᠋ᠠᠲᠤ ᠬᠣᠰᠢᠭᠤᠨ᠎ᠤ ᠲᠠᠯ᠎ᠠ ᠨᠤᠲᠤᠭ᠎ᠤᠨ ᠬᠤᠨᠢ ᠵᠢ ᠰᠤᠩᠭᠤᠨ᠎ᠠ᠂ ᠢᠩᠬᠢᠵᠤ ᠤᠨᠴᠠᠯᠢᠭᠲᠤ ᠰᠢᠷᠠᠭᠰᠠᠨ ᠬᠤᠨᠢᠨ ᠭᠤᠶ᠎ᠠ ᠵᠢᠴᠢ ᠪᠤᠭᠤᠲᠤ ᠵᠢᠨ ᠤᠨᠴᠠᠯᠢᠭᠲᠤ ᠠᠮᠲᠠᠲᠤ ᠢᠳᠡᠭᠡᠨ᠎ᠢ ᠭᠣᠣᠯᠯᠠᠨ ᠡᠵᠡᠩᠨᠡᠵᠤ᠂ ᠪᠤᠭᠤᠲᠤ ᠵᠢᠨ ᠡᠯ᠎ᠡ ᠲᠤᠮᠤ ᠠᠮᠲᠠᠲᠤ ᠢᠳᠡᠭᠡᠨ᠎ᠤ ᠲᠠᠪᠴᠠᠩ᠎ᠳᠤ ᠦᠨᠳᠦᠷ ᠦᠨᠡᠯᠡᠯᠲᠡ ᠤᠯᠵᠤ᠂ ᠰᠢᠷᠠᠭᠰᠠᠨ ᠬᠤᠨᠢᠨ ᠭᠤᠶ᠎ᠠ ᠵᠢᠨ ᠠᠮᠲᠠᠲᠤ ᠢᠳᠡᠭᠡᠨ᠎ᠤ ᠨᠡᠷᠡᠰ᠎ᠤᠨ ᠵᠢᠭᠰᠠᠭ᠋ᠠᠯᠲᠠ᠎ᠳᠤ ᠤᠷᠤᠵᠠᠢ᠃


      ᠰᠢᠩ ᠹᠦ᠋ ᠵᠢᠵᠢᠭ ᠬᠦᠷᠢᠶ᠎ᠡ ᠵᠢᠨ ᠰᠢᠨᠵᠢᠶᠠᠩ᠎ᠤᠨ ᠨᠣᠭᠣᠭ᠎ᠠ
      ᠪᠤᠭᠤᠲᠤ ᠵᠢᠨ ᠠᠩᠬᠠᠳᠠᠭᠴᠢ ᠬᠡᠭᠡᠷ᠎ᠡ ᠪᠠᠭᠤᠳᠠᠯᠯᠠᠬᠤ ᠬᠡᠪ ᠨᠠᠮᠪᠠᠭ᠎ᠠ᠎ᠲᠠᠢ ᠰᠢᠨᠵᠢᠶᠠᠩ᠎ᠤᠨ ᠬᠣᠭᠣᠯᠠᠨ ᠭᠡᠷ᠂ ᠭᠡᠷ᠎ᠤᠨ ᠭᠠᠳᠠᠨ᠎ᠠ ᠪᠣᠯ ᠬᠡᠭᠡᠷ᠎ᠡ ᠪᠠᠭᠤᠳᠠᠯᠯᠠᠬᠤ ᠬᠡᠪ ᠨᠠᠮᠪᠠᠭ᠎ᠠ ᠪᠦᠬᠦᠢ ᠭᠣᠣᠯ ᠰᠡᠳᠦᠪᠲᠦ ᠬᠣᠭᠣᠯᠠᠯᠠᠬᠤ ᠮᠠᠶ᠋ᠢᠬᠠᠨ ᠵᠢᠴᠢ ᠵᠠᠳᠠᠭ᠋ᠠᠢ ᠦᠷᠦᠭᠡ ᠪᠤᠢ᠂ ᠭᠡᠷ ᠳᠣᠲᠣᠷ᠎ᠠ ᠪᠣᠯ ᠬᠦᠩᠭᠡᠨ ᠠᠵᠤ ᠦᠢ᠍ᠯᠡᠳᠪᠦᠷᠢ ᠵᠢᠨ ᠬᠡᠪ ᠨᠠᠮᠪᠠᠭ᠎ᠠ᠎ᠲᠠᠢ ᠬᠡᠭᠡᠷ᠎ᠡ ᠪᠠᠭᠤᠳᠠᠯᠯᠠᠬᠤ ᠭᠣᠣᠯ ᠰᠡᠳᠦᠪᠲᠦ ᠬᠣᠭᠣᠯᠠᠨ ᠲᠢᠩᠬᠢᠮ ᠵᠢᠴᠢ ᠪᠢᠳᠡᠬᠦᠦ ᠥᠷᠥᠭᠡ ᠪᠣᠯᠤᠨ᠎ᠠ᠂ ᠭᠣᠣᠯᠳᠠᠭᠤ ᠰᠢᠨᠵᠢᠶᠠᠩ᠎ᠤᠨ ᠲᠤᠮᠤ ᠫᠢᠯᠡᠲᠦ ᠲᠠᠬᠢᠶ᠎ᠠ᠂ ᠬᠡᠷᠴᠢᠮᠡᠯ ᠬᠤᠨᠢᠨ ᠮᠢᠬ᠎ᠠ᠎ᠲᠠᠢ ᠪᠠᠵᠢᠮᠠᠯ ᠪᠤᠳᠠᠭ᠎ᠠ ᠠᠪᠤᠳᠦ᠋ ᠰᠢᠷᠠᠭᠰᠠᠨ ᠬᠤᠨᠢᠨ ᠮᠢᠬᠠᠨ᠎ᠤ ᠱᠤᠷᠤᠯᠢᠭ ᠵᠡᠷᠭᠡ ᠵᠢᠩᠬᠢᠨᠢ ᠰᠢᠨᠵᠢᠶᠠᠩ᠎ᠤᠨ ᠤᠨᠴᠠᠯᠢᠬᠳᠤ ᠠᠮᠲᠠᠲᠤ ᠢᠳᠡᠭᠡᠨ᠎ᠢ ᠡᠵᠩᠨᠡᠵᠦ᠂ 2023 ᠣᠨ᠎ᠤ 4 ᠰᠠᠷ᠎ᠠ᠎ᠳᠤ ᠵᠢᠩᠬᠢᠨᠢ᠎ᠪᠠᠷ ᠡᠵᠡᠩᠨᠡᠯᠲᠡ᠎ᠪᠠᠨ ᠡᠬᠢᠯᠡᠭᠦᠯᠦᠭᠰᠡᠨ᠎ᠠᠴᠠ ᠨᠠᠭ᠋ᠠᠰᠢ᠂ ᠡᠳᠦᠷ ᠪᠦᠷᠢ 800 ᠭᠠᠷᠤᠢ ᠬᠥᠮᠦᠨ᠎ᠢ ᠬᠦᠯᠢᠶᠡᠨ ᠠᠪᠴᠤ᠂ ᠬᠡᠷᠡᠭᠯᠡᠭᠴᠢᠳ᠎ᠤᠨ ᠪᠠᠬᠠᠷᠬᠠᠯ᠎ᠢ ᠶᠡᠬᠡᠳᠡ ᠣᠯᠵᠠᠢ᠃


      ᠵᠢᠦ ᠶᠤᠸᠠᠢ   ᠭᠤᠱ᠌ᠤᠭᠤᠨ ᠰᠢᠷᠠᠭᠰᠠᠨ ᠨᠤᠭᠤᠰᠤ
    ᠭᠤᠤᠯᠳᠠᠭᠤ ᠴᠸᠩᠳᠦ᠋ ᠵᠢᠨ ᠰᠦᠯᠵᠢᠶᠠᠨ᠎ᠤ ᠬᠠᠯᠠᠮᠰᠢᠯ ᠢᠳᠡᠭᠡᠨ — ᠭᠤᠱ᠌ᠤᠭᠤᠨ ᠰᠢᠷᠠᠭᠰᠠᠨ ᠨᠤᠭᠤᠰᠤ᠂   ᠭᠤᠱ᠌ᠤᠭᠤᠨ ᠦᠬᠡᠷ᠎ᠤᠨ ᠬᠦᠵᠡᠭᠡ ᠵᠡᠷᠭᠡ ᠣᠨᠴᠠᠯᠢᠭᠲᠤ ᠨᠣᠭᠣᠭ᠎ᠠ ᠵᠢ ᠡᠵᠡᠩᠨᠡᠵᠤ ᠪᠤᠢ᠃ ᠭᠤᠱ᠌ᠤᠭᠤᠨ ᠰᠢᠷᠠᠭᠰᠠᠨ ᠨᠤᠭᠤᠰᠤ ᠵᠢᠨ ᠣᠨᠴᠠᠭ᠋ᠠᠶ ᠲᠠᠯ᠎ᠠ ᠭᠡᠪᠡᠯ᠂ ᠭᠤᠱ᠌ᠤᠭᠤᠨ ᠨᠤᠭᠤᠭ᠎ᠠ ᠵᠢᠨ ᠱᠥᠯᠥ᠎ᠨᠢ ᠰᠢᠷᠠᠭᠰᠠᠨ ᠨᠤᠭᠤᠰᠤ ᠵᠢᠨ ᠳᠣᠲᠣᠷ᠎ᠠ ᠪᠦᠷᠢᠮᠦᠰᠦᠨ ᠨᠡᠪᠴᠢᠵᠦ ᠣᠷᠣᠬᠤ ᠪᠦᠭᠡᠳ ᠳᠡᠭᠡᠷ᠎ᠡ᠎ᠨᠢ ᠰᠢᠷᠠᠭᠰᠠᠨ ᠨᠤᠭᠤᠰᠤ ᠵᠢᠨ ᠲᠤᠰ ᠪᠠᠶ᠎ᠠ ᠵᠢᠨ ᠬᠢᠨᠢ ᠬᠡᠤᠷᠡᠭ ᠠᠩᠬᠢᠯᠤᠮ᠎ᠠ ᠠᠮᠳᠠ᠎ᠲᠠᠢ ᠨᠠᠢ᠌ᠯᠠᠵᠤ᠂ ᠦᠷᠭᠡᠨ ᠤᠯᠠᠨ ᠬᠡᠷᠡᠭᠯᠡᠭᠴᠢᠳ᠎ᠤᠨ ᠲᠤᠷᠠᠰᠢᠯ᠎ᠢ ᠬᠦᠳᠡᠯᠭᠡᠬᠦ ᠠᠮᠳᠠᠳᠤ ᠢᠳᠡᠭᠡᠨ᠎ᠢ ᠪᠣᠯᠭ᠋ᠠᠳᠠᠭ᠃

ᠢᠷᠡᠯᠲᠡ᠄ ᠬᠦᠨᠳᠡᠯᠡᠨ ᠲᠣᠭᠣᠷᠢᠭ᠎ᠤᠨ ᠠᠷᠠᠳ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
 
ᠪᠦᠬᠦ᠌ ᠵᠦᠢᠯ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠡᠷᠡᠰ ᠬᠤᠷᠢᠭᠯᠠᠨ᠎ᠠ 蒙ICP备06000790号-2
Baidu
必威betway入口主页欢迎您