ᠠᠮᠠᠷᠠᠯᠲᠠ ᠵᠢᠨ ᠬᠤᠭᠤᠴᠠᠭ᠋ᠠᠨ᠎ᠤ ᠬᠡᠦᠬᠡᠳ ᠪᠠᠭ᠋ᠠᠴᠤᠳ᠎ᠤᠨ ᠡᠷᠡᠭᠦᠯ ᠮᠡᠨᠳᠦ ᠵᠢᠨ ᠰᠠᠨᠠᠭᠤᠯᠤᠮᠵᠢ ᠳᠡᠪᠰᠢᠭᠦᠯᠦᠶ᠎ᠡ᠂ ᠳᠠᠷᠤᠢ ᠠᠵᠢᠯᠯᠠᠵᠤ ᠠᠮᠠᠷᠠᠬᠤ᠎ᠪᠠᠨ ᠵᠢᠮ᠎ᠡ ᠶᠣᠰᠣᠲᠠᠢ ᠪᠠᠶ᠋ᠢᠯᠭ᠋ᠠᠵᠤ᠂ ᠨᠢᠳᠤᠨ ᠬᠠᠷᠠᠭ᠎ᠠ᠎ᠪᠠᠨ ᠬᠠᠮᠠᠭ᠋ᠠᠯᠠᠵᠤ᠂ ᠰᠢᠮ᠎ᠡ ᠳᠡᠵᠢᠭᠡᠯᠢ ᠰᠠᠶ᠋ᠢᠳᠤᠷ ᠠᠩᠬᠠᠷᠴᠦ᠂ ᠰᠢᠨᠵᠢᠯᠡᠬᠦ ᠤᠬᠠᠭ᠋ᠠᠨᠴᠢ᠎ᠪᠠᠷ ᠬᠥᠳᠡᠯᠭᠡᠭᠡᠨ ᠬᠢᠵᠤ᠂ ᠰᠡᠳᠬᠢᠴᠡ ᠵᠢᠨ ᠡᠷᠡᠭᠦᠯ ᠮᠡᠨᠳᠤ ᠵᠢ ᠠᠩᠬᠠᠷᠤᠶ᠎ᠠ᠃
ᠰᠢᠨᠵᠢᠯᠡᠬᠦ ᠤᠬᠠᠭ᠋ᠠᠨᠴᠢ᠎ᠪᠠᠷ ᠬᠥᠳᠡᠯᠭᠡᠭᠡᠨ ᠬᠢᠨ᠎ᠡ
1. ᠬᠥᠳᠡᠯᠭᠡᠭᠡᠨ ᠬᠢᠬᠦ ᠵᠢ ᠪᠠᠷᠢᠮᠲᠠᠯᠠᠨ᠎ᠠ᠃ ᠡᠳᠦᠷ ᠪᠦᠷᠢ ᠨᠡᠶ᠋ᠢᠲᠡ ᠬᠠᠮᠤᠭ᠎ᠤᠨ ᠪᠠᠭ᠎ᠠ᠎ᠳᠠᠭᠠᠨ 60 ᠮᠢᠨᠦ᠋ᠲ᠎ᠤᠨ ᠳᠤᠮᠳᠠ ᠥᠨᠳᠥᠷ ᠬᠦᠴᠦᠯᠡᠴᠡ᠎ᠲᠠᠢ ᠬᠦᠳᠡᠯᠭᠡᠭᠡᠨ ᠬᠢᠭᠦ (ᠵᠢᠱ᠌ᠢᠶᠡᠯᠡᠪᠡᠯ ᠭᠦᠶᠦᠬᠦ᠂ ᠳᠤᠭᠤᠢ ᠲᠡᠷᠭᠡ ᠤᠨᠤᠬᠤ᠂ ᠳᠡᠭᠡᠰᠦ ᠦᠰᠦᠷᠬᠦ᠂ ᠤᠰᠤᠨ᠎ᠳᠤ ᠤᠮᠪᠠᠬᠤ᠂ ᠪᠥᠮᠪᠦᠭᠡᠨ᠎ᠤ ᠵᠦᠢ᠍ᠯ᠎ᠤᠨ ᠬᠥᠳᠡᠯᠭᠡᠭᠡᠨ ᠵᠡᠷᠭᠡ ᠵᠢ ᠬᠢᠵᠦ)᠂ ᠪᠤᠯᠴᠢᠩ᠎ᠤᠨ ᠬᠦᠴᠦᠨ᠎ᠤ ᠪᠣᠯᠪᠠᠰᠤᠷᠠᠯ᠎ᠢ ᠪᠠᠰᠠ ᠬᠢᠨ᠎ᠠ᠃
2. ᠲᠣᠬᠢᠷᠠᠮᠵᠢᠲᠠᠢ ᠬᠥᠳᠡᠯᠭᠡᠭᠡᠨ᠎ᠤ ᠲᠥᠷᠥᠯ ᠵᠦᠢ᠍ᠯ᠎ᠢ ᠰᠣᠩᠭᠣᠨ᠎ᠠ᠃ ᠵᠤᠨ᠎ᠤ ᠠᠮᠠᠷᠠᠯᠲᠠ ᠵᠢᠨ ᠬᠤᠭᠤᠴᠠᠭ᠋ᠠᠨ᠎ᠳᠤ ᠠᠭᠤᠷ ᠠᠮᠢᠰᠬᠤᠯ ᠠᠭ᠋ᠠᠭᠢᠮ᠎ᠠ ᠬᠠᠯᠠᠭᠤᠨ ᠪᠣᠯᠬᠣᠷ ᠥᠷᠯᠥᠭᠡ ᠪᠤᠶᠤ ᠣᠷᠣᠢ ᠰᠡᠷᠢᠭᠦᠬᠡᠨ ᠦᠶ᠎ᠡ᠎ᠳᠤ ᠭᠡᠷ᠎ᠤᠨ ᠭᠠᠳᠠᠨ᠎ᠠ ᠬᠥᠳᠡᠯᠭᠡᠭᠡᠨ ᠬᠢᠵᠦ ᠪᠣᠯᠤᠨ᠎ᠠ᠂ 32 ᠠᠴᠠ ᠬᠡᠲᠦᠷᠡᠪᠡᠯ ᠭᠡᠷ᠎ᠤᠨ ᠭᠠᠳᠠᠨ᠎ᠠ ᠰᠢᠷᠦᠭᠦᠨ ᠬᠥᠳᠡᠯᠭᠡᠭᠡᠨ ᠬᠢᠬᠦ᠎ᠪᠠᠨ ᠵᠣᠭᠰᠣᠵᠤ᠂ ᠵᠢᠱ᠌ᠢᠶᠡᠯᠡᠪᠡᠯ ᠶᠣᠭ᠎ᠠ ᠵᠢᠨ ᠲᠠᠮᠢᠷ᠂ ᠪᠡᠶ᠎ᠡ ᠴᠢᠭᠢᠷᠠᠭᠵᠢᠭᠤᠯᠬᠤ ᠲᠠᠮᠢᠷ᠂ ᠭᠡᠷ᠎ᠤᠨ ᠳᠣᠲᠣᠷᠠᠬᠢ ᠫᠢᠩᠫᠠᠩ ᠪᠥᠮᠪᠥᠭᠡ ᠵᠡᠷᠭᠡ ᠵᠢ ᠰᠣᠩᠭᠣᠵᠤ ᠪᠤᠯᠤᠨ᠎ᠠ᠃
3. ᠬᠥᠳᠡᠯᠭᠡᠭᠡᠨ ᠬᠢᠬᠦ ᠦᠶᠡᠰ ᠠᠮᠤᠷ ᠲᠦᠪᠰᠢᠨ᠎ᠢ ᠠᠩᠬᠠᠷᠤᠨ᠎ᠠ᠃ ᠬᠥᠳᠡᠯᠭᠡᠭᠡᠨ ᠬᠢᠬᠦ᠎ᠠᠴᠠ ᠡᠮᠦᠨ᠎ᠡ ᠪᠡᠶ᠎ᠡ ᠳᠠᠰᠬᠠᠬᠤ ᠳᠠᠮᠢᠷ ᠬᠢᠵᠦ᠂ ᠰᠢᠷᠬᠠᠲᠤᠬᠤ᠎ᠠᠴᠠ ᠰᠡᠷᠭᠡᠶ᠋ᠢᠯᠡᠨᠠ᠃ ᠬᠥᠳᠡᠯᠭᠡᠭᠡᠨ᠎ᠤ ᠳᠤᠮᠳᠠ 《ᠪᠠᠭ᠎ᠠ ᠬᠡᠮᠵᠢᠶ᠎ᠡ᠎ᠪᠠᠷ ᠣᠯᠠᠨ ᠤᠳᠠᠭ᠎ᠠ》 ᠵᠢᠨ ᠵᠠᠷᠴᠢᠮ ᠵᠶ᠋ᠠᠷ ᠤᠰᠤ ᠨᠥᠬᠥᠪᠥᠷᠢᠯᠡᠨᠠ᠃ ᠬᠥᠳᠡᠯᠭᠡᠭᠡᠨ ᠬᠢᠭᠰᠡᠨ᠎ᠤ ᠳᠠᠷᠠᠭ᠎ᠠ ᠬᠡᠰᠡᠭ ᠬᠤᠭᠤᠴᠠᠭ᠎ᠠ ᠠᠮᠠᠷᠠᠭ᠋ᠠᠳ ᠰᠠᠶᠢ ᠬᠦᠢ᠍ᠲᠡᠨ ᠤᠰᠤ᠎ᠪᠠᠷ ᠪᠡᠶ᠎ᠡ᠎ᠪᠠᠨ ᠤᠬᠢᠶᠠᠵᠤ ᠪᠤᠯᠤᠨ᠎ᠠ᠂ ᠶᠡᠬᠡ ᠬᠡᠮᠵᠢᠶᠡᠨ᠎ᠤ ᠬᠦᠢ᠍ᠲᠡᠨ ᠤᠰᠤ ᠤᠤᠭᠤᠵᠤ ᠪᠣᠯᠬᠤ ᠦᠭᠡᠢ᠃
4. ᠨᠠᠷᠠᠰᠢᠭᠰᠠᠨᠤ ᠳᠠᠷᠠᠭ᠋ᠠᠬᠢ ᠪᠠᠴᠢᠮ ᠠᠪᠤᠷᠠᠯᠲᠠ ᠬᠢᠬᠦ᠎ᠳᠤ 《ᠰᠢᠯᠵᠢᠬᠦᠯᠬᠦ᠂ ᠪᠠᠭᠤᠷᠠᠭᠤᠯᠬᠤ᠂ ᠨᠥᠬᠥᠪᠥᠷᠢᠯᠡᠬᠦ᠂ ᠬᠦᠷᠭᠡᠬᠦ》 ᠳᠥᠷᠪᠡᠨ ᠠᠯᠬᠤᠮ ᠵᠶ᠋ᠠᠷ ᠰᠶ᠋ᠢᠳᠪᠦᠷᠢᠯᠡᠭᠦ ᠵᠢ ᠬᠢᠴᠢᠶᠡᠨ᠎ᠡ᠃ ᠳᠠᠷᠤᠶ᠋ᠢᠬᠠᠨ ᠰᠡᠷᠢᠭᠦᠨ ᠭᠠᠵᠠᠷ ᠰᠢᠯᠵᠢᠭᠦᠯᠦᠨ ᠳᠤᠯᠠᠭ᠋ᠠᠨ᠎ᠤ ᠬᠡᠮᠵᠢᠶ᠎ᠡ ᠵᠢ ᠪᠠᠭᠤᠷᠠᠭᠤᠯᠵᠤ᠂ ᠳᠠᠪᠤᠰᠤ ᠠᠭᠤᠯᠤᠭᠰᠠᠨ ᠤᠮᠳᠠᠭ᠋ᠠᠨ᠎ᠢ ᠨᠥᠬᠥᠪᠦᠷᠢᠯᠡᠵᠦ᠂ ᠪᠡᠶ᠎ᠡ ᠵᠢᠨ ᠳᠤᠯᠠᠭ᠋ᠠᠨ᠎ᠨᠢ 38.5 ᠲᠤ ᠬᠦᠷᠪᠡᠯ ᠴᠠᠭ ᠲᠤᠬᠠᠢᠳᠤᠨᠢ ᠡᠮᠨᠡᠭᠦᠯᠬᠦ ᠴᠢᠬᠤᠯᠠᠲᠠᠢ᠃